ᠡᠵᠡᠨ ᠬᠤᠷᠤᠭ᠎ᠠ ᠬᠤᠰᠢᠭᠤ ᠪᠣᠯ ᠣᠣᠯ ᠤᠨ ᠵᠢᠶᠦ᠋ᠨ ᠸᠠᠩ ᠬᠤᠰᠢᠭᠤ᠂ ᠵᠠᠰᠠᠭ ᠬᠤᠰᠢᠭᠤ ᠵᠡᠷᠭᠡ ᠪᠠᠷ ᠪᠥᠷᠢᠯᠳᠥᠭᠰᠡᠨ ᠨᠢᠭᠡᠨ ᠰᠢᠨ᠎ᠠ ᠬᠤᠰᠢᠭᠤ ᠪᠢᠯᠠ᠃ | ᠡᠨᠡ ᠬᠤᠰᠢᠭᠤ 1958 ᠣᠨ ᠳᠤ ᠰᠢᠨ᠎ᠠ ᠪᠠᠶᠢᠭᠤᠯᠣᠭᠳᠠᠬᠤ ᠥᠶᠠᠰ ᠡᠵᠡᠨ ᠴᠢᠩᠭᠢᠰ ᠤᠨ ᠣᠡᠭᠭᠤᠨ ᠬᠤᠰᠢᠭᠤᠨ ᠤ ᠭᠢᠵᠠᠭᠠᠷ ᠲᠤ ᠪᠠᠶᠢᠷᠢᠰᠢᠵᠣ ᠪᠠᠶᠢᠭ᠎ᠠ ᠲᠣᠯᠠ | ︽ᠡᠵᠡᠨ ᠬᠤᠷᠤᠭ᠎ᠠ ᠬᠤᠰᠢᠭᠤ︾ ᠭᠡᠵᠣ ᠨᠡᠷᠡᠶᠢᠳᠥᠪᠡ᠃ ᠵᠢᠶᠦ᠋ᠨ ᠸᠠᠩ ᠬᠤᠰᠢᠭᠤ ᠪᠣᠯ ᠣᠣᠯ ᠤᠨ ᠣᠷᠲᠣᠰ ᠵᠡᠭᠦᠨ ᠭᠠᠷᠣᠨ ᠲᠣᠮᠳᠠᠲᠣ ᠬᠤᠰᠢᠭᠤᠨ ᠤ ᠥᠭᠡᠷ᠎ᠠ | ᠨᠡᠷᠡᠶᠢᠳᠥᠯ ᠶᠣᠮ᠃ 16 ᠳ᠋ᠤᠭᠠᠷ ᠵᠠᠭᠤᠨ ᠤ ᠡᠭᠢᠨ ᠤ ᠥᠶ᠎ᠠ ᠳᠤ ᠵᠡᠭᠦᠨ ᠬᠤᠶᠢᠲᠣ ᠣᠷᠣᠨ ᠳᠤ ᠮᠠᠨᠵᠣ ᠥᠨᠲᠣᠰᠣᠳᠡᠨ ᠭᠥᠴᠥᠷᠭᠡᠭᠵᠢᠵᠣ᠂ ᠮᠢᠩ ᠣᠯᠣᠰ ᠢ | ᠲᠥᠯᠭᠢᠨ ᠣᠨᠠᠭᠠᠬᠤ ᠶᠢᠨ ᠲᠥᠯᠥᠭᠡ ᠶᠠᠭᠤᠨ ᠤ ᠣᠷᠢᠳ ᠮᠣᠩᠭᠤᠯ ᠢ ᠡᠷᠭᠡᠰᠢᠶᠡᠯ ᠳᠡᠭᠡᠨ ᠣᠷᠣᠭᠤᠯᠪᠠ᠃ ᠮᠢᠩ ᠣᠯᠣᠰ ᠤᠨ ᠽᠥᠩ ᠵᠤᠨ ᠤ ᠨᠠᠢᠮᠠᠲᠣᠭᠠᠷ ᠣᠨ ︵ | 1635 ᠣᠨ︶ ᠳᠤ ᠴᠢᠩ ᠣᠯᠣᠰ ᠤᠨ ᠲᠡᠶᠢᠽᠦ᠋ᠩ ᠬᠠᠭᠠᠨ ᠴᠡᠷᠢᠭ ᠲᠡᠶᠢᠴᠢᠯᠠᠨ ᠣᠷᠲᠣᠰ ᠢ ᠴᠣᠭᠢᠭᠰᠠᠨ ᠳᠤ ᠪᠣᠱᠣᠭᠲᠣ ᠵᠢᠨᠥᠩ ᠤᠨ ᠬᠤᠶᠠᠲᠣᠭᠠᠷ ᠭᠥᠪᠡᠭᠦᠨ | ᠣᠷᠲᠣᠰ ᠤᠨ ᠵᠢᠷᠭᠤᠲᠣᠭᠠᠷ ᠥᠶ᠎ᠠ ᠶᠢᠨ ᠵᠢᠨᠥᠩ ᠷᠢᠨᠴᠢᠨ ᠥᠴᠥᠭᠡᠨ ᠴᠤ ᠡᠰᠡᠷᠭᠦᠴᠡᠯ ᠥᠭᠡᠢ ᠪᠠᠷ ᠴᠢᠩ ᠣᠯᠣᠰ ᠲᠤ ᠪᠠᠭᠤᠨ ᠥᠭᠪᠡ᠃ ᠮᠠᠨᠵᠣ ᠥᠪᠥᠷ | ᠮᠣᠩᠭᠤᠯ ᠢ ᠡᠷᠭᠡᠰᠢᠶᠡᠯ ᠳᠡᠭᠡᠨ ᠣᠷᠣᠭᠤᠯᠣᠭᠰᠠᠨ ᠤ ᠲᠠᠷᠠᠭ᠎ᠠ ᠪᠡᠭᠡᠵᠢᠩ ᠢ ᠡᠵᠡᠯᠠᠨ ᠮᠢᠩ ᠣᠯᠣᠰ ᠢ ᠲᠥᠯᠭᠢᠨ ᠣᠨᠠᠭᠠᠵᠣ᠂ ᠣᠯᠣᠰ ᠤᠨ ᠴᠣᠯᠠ ᠪᠠᠨ ︽ᠲᠡᠶᠢᠴᠢᠩ | ᠣᠯᠣᠰ︾ ᠭᠡᠵᠡᠢ᠃ | ᠡᠶᠡᠪᠡᠷ ᠵᠠᠰᠠᠭᠴᠢ ᠶᠢᠨ ᠵᠢᠷᠭᠤᠲᠣᠭᠠᠷ ᠣᠨ ︵1649 ᠣᠨ︶ ᠳᠤ ᠣᠷᠲᠣᠰ ᠲᠥᠮᠠᠨ ᠢ ᠵᠢᠷᠭᠤᠭᠠᠨ ᠬᠤᠰᠢᠭᠤ ᠪᠣᠯᠭᠠᠨ ᠬᠤᠪᠢᠶᠠᠨ ᠪᠠᠶᠢᠭᠤᠯᠵᠣ᠂ | ᠣᠯᠣᠰ ᠤᠨ ᠣᠷᠲᠣᠰ ᠤᠨ ᠡᠯ᠎ᠠ ᠠᠶᠢᠮᠠᠭ ᠣᠭᠰᠠᠭ᠎ᠠ ᠶᠢ ᠡᠵᠡᠯᠡᠨ ᠰᠠᠭᠤᠵᠣ ᠪᠠᠶᠢᠭᠰᠠᠨ ᠭᠥᠨᠪᠢᠯᠢᠭᠳᠦ ᠮᠡᠷᠭᠡᠨ ᠵᠢᠨᠥᠩ ᠤᠨ ᠶᠢᠰᠣᠨ ᠭᠥᠪᠡᠭᠦᠨ ᠤ ᠥᠶ᠎ᠠ ᠠᠴᠢ | ᠨᠠᠷ ᠲᠤ ᠵᠡᠷᠭᠡ ᠴᠣᠯᠠ ᠡᠷᠭᠦᠮᠵᠢᠯᠡᠪᠡ᠃ ᠲᠥᠷᠥ ᠶᠢᠨ ᠵᠢᠶᠦ᠋ᠨ ᠸᠠᠩ ᠨᠢ ᠴᠢᠩ ᠣᠯᠣᠰ ᠤᠨ ᠲᠥᠷᠥ ᠳᠤ ᠬᠠᠭᠠᠨ ᠤ ᠣᠭᠰᠠᠭ᠎ᠠ ᠠᠴᠠ ᠭᠠᠳᠠᠨ᠎ᠠ ᠬᠤᠱᠣᠢ ᠴᠢᠨ | ᠸᠠᠩ ᠢ ᠭᠠᠷᠭᠠᠪᠠᠯ ᠬᠠᠮᠤᠭ ᠤᠨ ᠥᠨᠲᠣᠷ ᠭᠡᠷᠭᠡᠮ ᠪᠣᠯᠣᠨ᠎ᠠ᠃ ᠡᠨᠡ ᠭᠦ ᠨᠡᠷᠡᠶᠢᠳᠥᠯ ᠠᠩᠬᠠᠨ ᠳᠠᠭᠠᠨ ᠣᠷᠲᠣᠰ ᠵᠡᠭᠦᠨ ᠭᠠᠷᠣᠨ ᠲᠣᠮᠳᠠᠲᠣ ᠬᠤᠰᠢᠭᠤᠨ ᠤ ᠥᠭᠡᠷ᠎ᠠ | ᠨᠡᠷᠡᠶᠢᠳᠥᠯ ᠪᠣᠯᠣᠭᠰᠠᠭᠠᠷ ᠪᠠᠶᠢᠭᠠᠳ ᠴᠢᠯᠥᠭᠡᠯᠡᠭᠳᠡᠭᠦ ᠠᠴᠠ ᠡᠮᠣᠨ᠎ᠠ ᠬᠤᠶᠢᠨ᠎ᠠ ᠵᠢᠩᠭᠢᠨᠢ ᠵᠠᠰᠠᠭ ᠵᠠᠭᠢᠷᠭᠠᠨ ᠤ ᠨᠡᠷᠡᠶᠢᠳᠥᠯ ᠪᠣᠯᠵᠣ ᠥᠡᠭᠭᠡᠷᠡᠪᠡ᠃ ︽ᠵᠠᠰᠠᠭ ᠬᠤᠰᠢᠭᠤ | ︾ ᠭᠡᠲᠡᠭ ᠪᠣᠯ ᠣᠣᠯ ᠤᠨ ᠣᠷᠲᠣᠰ ᠪᠠᠷᠠᠭᠤᠨ ᠭᠠᠷᠣᠨ ᠡᠮᠣᠨᠠᠲᠣ ᠠᠳᠠᠭ ᠬᠤᠰᠢᠭᠤ ᠶᠢᠨ ᠥᠭᠡᠷ᠎ᠠ ᠨᠡᠷᠡᠶᠢᠳᠥᠯ ᠪᠣᠯᠣᠨ᠎ᠠ᠃ ︽ᠲᠡᠶᠢᠴᠢᠩ ᠣᠯᠣᠰ ᠤᠨ ᠮᠠᠭᠠᠳ | ᠬᠠᠣᠯᠢ︾ ᠶᠢ ᠥᠨᠳᠥᠰᠥᠯᠡᠪᠡᠯ᠂ ᠪᠣᠶᠠᠩᠬᠤᠯᠠᠢ ᠲᠣᠭᠠᠷ ᠲᠡᠶᠢᠴᠢᠩ ᠤᠨ ᠵᠢᠷᠭᠤᠲᠣᠭᠠᠷ ᠥᠶ᠎ᠠ ᠶᠢᠨ ᠠᠴᠢ ᠥᠷ᠎ᠠ᠂ ᠥᠣᠰᠢᠨ ᠬᠤᠰᠢᠭᠤᠨ ᠤ ᠲᠡᠳ᠋ ᠵᠡᠷᠭᠡ ᠶᠢᠨ | ᠲᠡᠶᠢᠵᠢ ᠲᠠᠨᠽᠠᠨᠷᠠᠰᠢ ᠲᠡᠭᠷᠢ ᠲᠡᠳᠭᠦᠭᠴᠢ ᠶᠢᠨ ᠲᠡᠷᠭᠦᠨ ᠣᠨ ︵1736 ᠣᠨ︶ ᠳᠤ ᠬᠤᠲᠣᠩ ᠤᠨ ᠣᠷᠪᠠᠯᠭᠠᠨ ᠢ ᠲᠠᠷᠣᠬᠤ ᠳᠤ ᠢᠲᠡᠪᠭᠢᠲᠡᠢ ᠣᠷᠣᠯᠴᠠᠭᠰᠠᠨ | ᠪᠣᠯᠬᠤᠷ ᠲᠡᠭᠷᠢ ᠲᠡᠳᠭᠦᠭᠴᠢ ᠬᠠᠭᠠᠨ ᠠᠴᠠ ᠲᠡᠭᠦᠨ ᠳᠤ ᠥᠣᠰᠢᠨ ᠬᠤᠰᠢᠭᠤᠨ ᠤ ᠭᠤᠷᠪᠠᠨ ᠬᠠᠷᠢᠶ᠎ᠠ ᠠᠷᠪᠠᠨ ᠰᠣᠮᠣ ᠶᠢ ᠬᠤᠪᠢᠶᠠᠨ ᠥᠭᠴᠣ ᠵᠠᠰᠠᠭ ᠤᠨ ᠡᠷᠭᠡ | ᠣᠯᠭᠤᠨ ᠣᠷᠲᠣᠰ ᠪᠠᠷᠠᠭᠤᠨ ᠭᠠᠷ ᠤᠨ ᠡᠮᠣᠨᠠᠲᠣ ᠠᠳᠠᠭ ᠬᠤᠰᠢᠭᠤ ᠭᠡᠵᠣ ᠨᠡᠷᠡᠶᠢᠳᠴᠡᠢ᠃ ᠭᠡᠪᠡᠴᠣ ᠶᠠᠮᠠᠷ ᠴᠣ ᠭᠡᠷᠭᠡᠮ ᠴᠣᠯᠠ ᠥᠭᠡᠢ ᠨᠢᠭᠡᠨ ᠲᠡᠶᠢᠵᠢ ᠵᠠᠰᠠᠭ | ᠵᠠᠰᠠᠬᠤ ᠣᠨᠴᠠᠭᠠᠢ ᠡᠷᠭᠡ ᠲᠠᠢ ᠲᠣᠯᠠ ︽ᠵᠠᠰᠠᠭ︾ ᠭᠡᠲᠡᠭ ᠥᠭᠡ ᠨᠢ ᠡᠨᠡ ᠭᠦ ᠬᠤᠰᠢᠭᠤᠨ ᠤ ᠥᠭᠡᠷ᠎ᠠ ᠨᠡᠷᠡᠶᠢᠳᠥᠯ ᠪᠣᠯᠵᠣ ᠪᠠᠶᠢᠭᠠᠳ ᠴᠢᠯᠥᠭᠡᠯᠡᠭᠳᠡᠭᠦ ᠶᠢᠨ ᠣᠷᠢᠳ | ᠬᠤᠵᠢᠳ ᠢᠶᠠᠷ ᠲᠣᠰ ᠬᠤᠰᠢᠭᠤᠨ ᠤ ᠵᠢᠩᠭᠢᠨᠢ ᠵᠠᠰᠠᠭ ᠵᠠᠭᠢᠷᠭᠠᠨ ᠤ ᠨᠡᠷ᠎ᠠ ᠪᠣᠯᠪᠠ᠃ ᠰᠡᠭᠦᠯᠡᠷ ᠨᠢ ᠵᠢᠶᠦ᠋ᠨ ᠸᠠᠩ ᠬᠤᠰᠢᠭᠤ ᠲᠠᠢ ᠬᠠᠮᠲᠣᠷᠠᠵᠣ ᠨᠢᠭᠡ ᠬᠤᠰᠢᠭᠤ | ᠪᠣᠯᠣᠭᠰᠠᠨ ᠪᠠᠶᠢᠨ᠎ᠠ᠃ | | | | | |